Chamru Temulh Hair歌词
添加日期:2023-12-16 时长:05分17秒 歌手:松布尔
作词 : 陶德格日勒
作曲 : 吉·满都呼
ᠴᠢᠮ᠎ᠠ ᠤᠷᠤᠭᠤ ᠲᠡᠮᠡᠤᠯᠡᠬᠦ ᠬᠠᠢᠢᠷ᠎ᠠ
ᠰᠢᠯᠦᠭ: ᠲᠤᠳᠤᠭᠡᠷᠡᠯ
ᠠᠶᠠᠯᠭᠤ: ᠵᠢᠢ᠂ ᠮᠠᠨᠳᠤᠬᠤ
ᠳᠠᠭᠤᠴᠢᠨ: ᠰᠥᠮᠪᠥᠷ
ᠬᠠᠷᠠᠴᠠ ᠬᠠᠷᠠᠴᠠ ᠪᠠᠨ ᠬᠠᠷᠠᠭ᠎ᠠ ᠦᠭᠡᠢ ᠴᠦ ᠪᠢᠳᠡᠨ ᠬᠤᠶᠠᠭᠤᠯᠠ
ᠰᠠᠷᠠᠨ ᠳ᠋ᠦ ᠮᠥᠷᠥᠭᠡᠳᠦᠯ ᠢᠠᠨ ᠴᠢᠮᠡᠭᠡ ᠦᠭᠡᠢ ᠰᠢᠪᠡᠨᠡᠭᠰᠡᠨ
ᠴᠢ ᠮᠢᠨᠢ ᠤᠯᠵᠦ ᠰᠣᠨᠣᠰᠬᠤ ᠯᠡ ᠪᠠᠢᠢᠯᠭᠦᠢ ᠭᠡᠳ
ᠨᠠᠭᠤᠷ ᠢ ᠴᠢᠩᠨᠠᠨ ᠢᠴᠢᠮᠳᠡᠬᠡᠨ ᠢᠨᠢᠶᠡᠭᠰᠡᠨ
ᠰᠡᠳᠬᠢᠯ ᠰᠡᠳᠬᠢᠯ ᠢᠠᠨ ᠳᠠᠰᠤᠭ᠎ᠠ ᠦᠭᠡᠢ ᠴᠦ ᠪᠢᠳᠡᠨ ᠬᠣᠶᠠᠭᠤᠯᠠ
ᠣᠳᠣᠨ ᠳ᠋ᠦ ᠵᠡᠭᠦᠳᠦ ᠪᠠᠨ ᠤᠶᠠᠷᠬᠠᠨ ᠢᠯᠡᠭᠡᠭᠰᠡᠨ
ᠴᠢ ᠮᠢᠨᠢ ᠲᠠᠭᠠᠵᠦ ᠮᠡᠳᠡᠬᠦ ᠯᠡ ᠪᠠᠢᠢᠯᠭᠦᠢ ᠭᠡᠳ
ᠴᠡᠴᠡᠭ ᠢ ᠲᠡᠪᠡᠷᠢᠨ ᠡᠷᠬᠡᠯᠡᠩᠬᠡᠨ ᠦᠨᠦᠰᠦᠭᠰᠡᠨ
ᠠᠢ᠂ ᠴᠢᠮ᠎ᠠ ᠤᠷᠤᠭᠤ ᠲᠡᠮᠡᠤᠯᠡᠬᠦ ᠨᠢᠭᠤᠴᠠᠬᠠᠨ ᠬᠠᠢᠢᠷ᠎ᠠ ᠮᠢᠨᠢ
ᠣᠷᠴᠢᠯᠠᠩ ᠦ᠋ᠨ ᠲᠡᠷᠭᠡᠯ ᠤᠴᠠᠷᠠᠯ ᠶᠤᠮᠰᠠᠨ
ᠠᠢ᠂ ᠴᠢᠮ᠎ᠠ ᠤᠷᠤᠭᠤ ᠲᠡᠮᠡᠤᠯᠡᠬᠦ ᠦᠨᠡᠨ ᠰᠡᠳᠬᠢᠯ ᠮᠢᠨᠢ
ᠬᠣᠷᠤ᠎ᠠ ᠵᠢᠨ ᠳᠦᠭᠦᠷᠡᠩ ᠡᠷᠢᠯ ᠶᠤᠮᠰᠠᠨ
ᠭᠠᠷ ᠭᠠᠷ ᠢᠠᠨ ᠬᠥᠲᠥᠯᠥᠭᠡ ᠦᠭᠡᠢ ᠴᠦ ᠪᠢᠳᠡᠨ ᠬᠣᠶᠠᠭᠤᠯᠠ
ᠲᠠᠯ᠎ᠠ ᠳ᠋ᠦ ᠪᠣᠳᠣᠯ ᠢᠠᠨ ᠰᠡᠮᠡᠷᠬᠡᠨ ᠶᠠᠷᠢᠭᠰᠠᠨ
ᠴᠢ ᠮᠢᠨᠢ ᠡᠷᠢᠵᠦ ᠢᠷᠡᠬᠦ ᠯᠡ ᠪᠠᠢᠢᠯᠭᠦᠢ ᠭᠡᠳ
ᠠᠭᠤᠯᠠ ᠵᠢ ᠡᠯᠢᠭᠡᠳᠡᠨ ᠠᠶᠠᠷᠬᠠᠨ ᠵᠡᠭᠦᠳᠦᠯᠡᠭᠰᠡᠨ
ᠵᠢᠷᠦᠬᠡ ᠵᠢᠷᠦᠬᠡ ᠪᠠᠨ ᠬᠣᠯᠪᠣᠭ᠎ᠠ ᠴᠦ ᠪᠢᠳᠡᠨ ᠬᠣᠶᠠᠭᠤᠯᠠ
ᠵᠡᠷᠭᠡᠯᠭᠡᠨ ᠳ᠋ᠦ ᠨᠢᠯᠪᠤᠰᠤ ᠪᠠᠨ ᠴᠢᠮᠡᠭᠡ ᠦᠭᠡᠢ ᠪᠡᠯᠡᠭᠯᠡᠭᠰᠡᠨ
ᠴᠢ ᠮᠢᠨᠢ ᠰᠠᠨᠠᠵᠦ ᠳᠠᠭᠤᠯᠠᠬᠤ ᠯᠡ ᠪᠠᠢᠢᠯᠭᠦᠢ ᠭᠡᠳ
ᠰᠢᠭᠦᠳᠡᠷᠢ ᠶ᠋ᠢ ᠨᠠᠯᠠᠨ ᠬᠦᠯᠢᠶᠡᠨ ᠬᠦᠯᠢᠶᠡᠭᠰᠡᠨ
ᠠᠢ᠂ ᠴᠢᠮ᠎ᠠ ᠤᠷᠤᠭᠤ ᠲᠡᠮᠡᠤᠯᠡᠬᠦ ᠨᠢᠭᠤᠴᠠᠬᠠᠨ ᠬᠠᠢᠢᠷ᠎ᠠ ᠮᠢᠨᠢ
ᠣᠷᠴᠢᠯᠠᠩ ᠦ᠋ᠨ ᠲᠡᠷᠭᠡᠯ ᠤᠴᠠᠷᠠᠯ ᠶᠤᠮᠰᠠᠨ
ᠠᠢ᠂ ᠴᠢᠮ᠎ᠠ ᠤᠷᠤᠭᠤ ᠲᠡᠮᠡᠤᠯᠡᠬᠦ ᠦᠨᠡᠨ ᠰᠡᠳᠬᠢᠯ ᠮᠢᠨᠢ
ᠬᠣᠷᠤ᠎ᠠ ᠵᠢᠨ ᠳᠦᠭᠦᠷᠡᠩ ᠡᠷᠢᠯ ᠶᠤᠮᠰᠠᠨ
ᠠᠢ᠂ ᠴᠢᠮ᠎ᠠ ᠤᠷᠤᠭᠤ ᠲᠡᠮᠡᠤᠯᠡᠬᠦ ᠨᠢᠭᠤᠴᠠᠬᠠᠨ ᠬᠠᠢᠢᠷ᠎ᠠ ᠮᠢᠨᠢ
ᠣᠷᠴᠢᠯᠠᠩ ᠦ᠋ᠨ ᠲᠡᠷᠭᠡᠯ ᠤᠴᠠᠷᠠᠯ ᠶᠤᠮᠰᠠᠨ
ᠠᠢ᠂ ᠴᠢᠮ᠎ᠠ ᠤᠷᠤᠭᠤ ᠲᠡᠮᠡᠤᠯᠡᠬᠦ ᠦᠨᠡᠨ ᠰᠡᠳᠬᠢᠯ ᠮᠢᠨᠢ
ᠬᠣᠷᠤ᠎ᠠ ᠵᠢᠨ ᠳᠦᠭᠦᠷᠡᠩ ᠡᠷᠢᠯ ᠶᠤᠮᠰᠠᠨ
ᠬᠣᠷᠤ᠎ᠠ ᠵᠢᠨ ᠳᠦᠭᠦᠷᠡᠩ ᠡᠷᠢᠯ ᠶᠤᠮᠰᠠᠨ编辑于2023/12/16更新
Copyright @2011 - 2025 www.9ku.com
九酷音乐网 版权所有
不提供下载及不提供任何下载链接,档案仅作低品质试听,本站充分的认识到保护音乐版权的重要性;
由于音乐来自网友通过共享上传,本站未及一一审核,如有侵犯版权请及时电邮并出示版权证明,我们将在24小时内删除。