Sahiya歌词
添加日期:2023-12-15 时长:03分50秒 歌手:RedHill
作词 : RedHill
作曲 : Zasagzaya
ᠰᠠᠨᠠᠭ᠎ᠠ ᠪᠠᠷ ᠪᠠᠢᠳᠠᠭ ᠦᠭᠡᠢ᠂ ᠪᠢ ᠶᠠᠭᠤᠨ ᠡᠴᠡ ᠴᠦ ᠠᠶᠤᠬᠤ ᠦᠭᠡᠢ
ᠰᠡᠨᠡ ᠬᠤᠷᠸ᠎ᠠ ᠶᠢᠨ ᠡᠷᠢᠶᠡᠨ ᠪᠠᠷᠠᠭᠠᠨ ᠶᠠᠮᠠᠷ ᠪᠠᠢᠭᠰᠠᠨ ᠴᠦ ᠬᠠᠮᠢᠶ᠎ᠠ ᠦᠭᠡᠢ
ᠵᠠᠷᠢᠮ ᠬᠦᠮᠦᠰ ᠶᠢᠨ ᠦᠵᠡᠯ ᠰᠠᠨᠠᠭ᠎ᠠ ᠶᠠᠮᠠᠷ ᠪᠠᠢᠬᠤ ᠶᠢ ᠮᠡᠳᠡᠬᠦ ᠦᠭᠡᠢ
ᠰᠦᠪᠡᠷ ᠦᠨ ᠪᠤᠳᠤᠭᠰᠠᠨ ᠰᠠᠨᠠᠭᠰᠠᠨ ᠪᠦᠬᠦᠨ ᠢᠶᠡᠨ ᠵᠤᠷᠢᠭ ᠮᠤᠬᠤᠬᠤ ᠦᠭᠡᠢ ᠬᠡᠯᠡᠨ᠎ᠡ᠂ ᠪᠢ
ᠡᠴᠢᠭᠡ ᠳᠡᠭᠡᠳᠦᠰ ᠡᠴᠡ ᠪᠢᠳᠡ ᠪᠦᠬᠦᠨ ᠳᠦ ᠦᠪ ᠪᠤᠯᠭᠠᠨ ᠦᠯᠡᠳᠡᠭᠡᠭᠰᠡᠨ
ᠰᠦᠨᠳᠦᠰᠦᠲᠡᠨ ᠤ ᠮᠢᠨᠢ ᠰᠦᠭ ᠰᠦᠨᠡᠰᠦ ᠭᠡᠵᠦ ᠪᠢᠳᠡ ᠪᠦᠬᠦᠨ ᠤ ᠳᠡᠭᠡᠳᠦᠯᠡᠭᠰᠡᠨ
ᠰᠦᠰᠬᠦ ᠡᠴᠡ ᠰᠤᠷᠤᠭᠰᠠᠨ ᠦᠨᠳᠦᠰᠦᠨ ᠬᠡᠯᠡ ᠭᠡᠵᠦ ᠡᠭᠦᠷᠢᠳᠡ ᠮᠢᠨᠤ ᠴᠡᠭᠡᠵᠢᠨ ᠳ᠋ᠦ ᠤᠷᠤᠰᠢᠬᠤ
ᠰᠠᠯᠠᠭ ᠳᠡᠯᠡᠬᠡᠢ ᠳᠦ ᠬᠤᠤᠰ ᠦᠭᠡᠢ ᠭᠠᠭᠴᠠᠭᠠᠷ ᠴᠢ ᠪᠤᠰᠤᠭ᠎ᠠ ᠪᠠᠢᠭᠰᠠᠨ
ᠮᠤᠩᠭᠤᠯ ᠬᠡᠯᠡ ᠮᠢᠨᠢ ᠡᠨᠳᠡ ᠪᠠᠢᠨ᠎ᠠ᠂ ᠵᠢᠷᠦᠬᠡᠨ ᠳ᠋ᠦ ᠪᠠᠢᠨ᠎ᠠ᠂ ᠲᠡᠥᠬᠡᠨ ᠳ᠋ᠦ ᠪᠠᠢᠨ᠎ᠠ᠂
ᠰᠠᠯᠠᠭ ᠬᠤᠷᠸ᠎ᠠ ᠲᠤᠭᠤᠰᠤᠲᠤ ᠤᠷᠴᠢᠯᠠᠩ ᠳᠤ ᠬᠤᠤᠰ ᠦᠭᠡᠢ ᠲᠡᠭᠡᠵᠦ ᠪᠤᠰᠤᠭ᠎ᠠ ᠪᠠᠢᠨ᠎ᠠ᠃
ᠭᠡᠪᠡᠴᠦ ᠪᠢᠳᠡᠨ ᠳᠦ ᠡᠬᠡ ᠬᠡᠯᠡ ᠮᠢᠨᠢ ᠤᠷᠴᠢᠮ ᠤᠨ ᠦᠶ᠎ᠡ ᠪᠡᠷ ᠨᠤᠭᠤᠷᠠᠯ ᠳ᠋ᠦ ᠤᠴᠠᠷᠠᠵᠦ
ᠮᠤᠩᠭᠤᠯ ᠰᠤᠶᠤᠯ ᠳᠤ ᠪᠡᠨ ᠬᠠᠢᠷᠠᠲᠠᠢ ᠬᠦᠮᠦᠰ ᠲᠡᠷᠡ ᠪᠦᠬᠦᠨ ᠦ ᠰᠠᠨᠠᠭ᠎ᠠ ᠶᠢ ᠮᠡᠬᠡᠯᠡᠵᠦ
ᠡᠳᠡᠭᠡᠷ ᠪᠦᠬᠦᠨ ᠨᠢᠳᠦᠨ ᠡᠮᠦᠨ᠎ᠡ ᠢᠯᠡᠷᠡᠵᠦ ᠪᠠᠢᠭ᠎ᠠ᠂ ᠡᠭᠦᠰᠴᠦ ᠪᠠᠢᠭ᠎ᠠ
ᠬᠠᠷᠢᠨ ᠪᠢᠳᠡ ᠵᠦᠪᠬᠡᠨ ᠲᠡᠭᠦᠨ ᠢ ᠬᠠᠷᠠᠵᠦ ᠰᠠᠭᠤᠭ᠎ᠠ᠂ ᠦᠵᠡᠵᠦ ᠰᠠᠭᠤᠭ᠎ᠠ᠃
ᠰᠦᠨᠳᠦᠰᠦᠲᠡᠨ ᠦ ᠮᠢᠨᠢ ᠠᠯᠳᠠᠭ᠎ᠠ ᠤᠨᠤᠭ᠎ᠠ ᠰᠡᠳᠬᠢᠯ ᠳᠦ ᠮᠢᠨᠢ ᠲᠤᠳᠤᠷᠠᠯ᠎ᠠ
ᠡᠳᠤᠷ ᠰᠦᠨᠢ ᠦᠭᠡᠢ ᠵᠦᠩᠳᠡᠭᠡᠨ ᠪᠢ ᠬᠠᠷ᠎ᠠ ᠳᠠᠷᠤᠵᠦ ᠡᠬᠢᠯᠡᠯ᠎ᠡ᠃
ᠬᠡᠯᠡ ᠬᠢᠯᠢ ᠮᠠᠯ ᠭᠤᠷᠪᠠ ᠲᠠᠢ ᠪᠡᠨ ᠮᠤᠩᠭᠤᠯ ᠪᠠᠶᠠᠨ᠃
ᠬᠦᠰᠡᠵᠦ ᠨᠠᠢᠳᠠᠭᠰᠠᠨ ᠪᠦᠬᠦᠨ ᠢᠶᠡᠨ᠂ ᠪᠠᠰᠠ ᠰᠠᠨᠠᠭᠤᠯᠵᠦ ᠳᠠᠭᠤᠯᠤᠭᠰᠠᠨ ᠪᠦᠬᠦᠨ ᠢᠶᠡᠨ
ᠪᠠᠰᠠ ᠬᠡᠯᠡ ᠮᠢᠨᠢ ᠤᠷᠬᠢᠭ᠍ᠳᠠᠵᠦ ᠬᠡᠭᠡᠷ᠎ᠡ ᠮᠢᠨᠢ ᠡᠵᠡᠭᠦᠢᠷᠡᠵᠦ ᠪᠠᠢᠭ᠎ᠠ ᠶᠢ ᠦᠭᠦᠯᠡᠯᠡ᠂
ᠡᠮᠭᠡᠨᠢᠯᠲᠦ ᠪᠠᠢᠳᠠᠯ ᠢ ᠬᠠᠷᠠᠯ᠎ᠠ᠂ ᠪᠢ ᠨᠢᠯᠪᠤᠰᠤ ᠪᠡᠨ ᠳᠤᠲᠤᠭᠰᠢ ᠪᠡᠨ ᠵᠠᠯᠭᠢᠯ᠎ᠠ
ᠪᠢ ᠦᠪᠡᠷᠰᠡᠳ ᠦᠨ ᠢᠶᠡᠨ ᠢᠷᠡᠭᠡᠳᠦᠢ ᠢ ᠪᠤᠳᠤᠬᠤ ᠪᠡᠢ ᠵᠢᠷᠦᠬᠡᠨ ᠳ᠋ᠦ ᠬᠠᠷ᠎ᠠ ᠪᠠᠭᠤᠨ᠎ᠠ᠃
ᠰᠠᠮᠢᠳᠤᠷᠠᠯ ᠤᠳᠤ ᠨᠠᠳᠠ ᠳᠤ ᠶᠠᠭᠤ ᠨᠢᠭᠡ ᠶᠢ ᠦᠭᠦᠯᠡᠵᠦ ᠪᠤᠢ᠂ ᠮᠡᠳᠡᠷᠡᠭᠦᠯᠵᠦ ᠪᠤᠢ
ᠦᠰᠬᠦ ᠡᠴᠡ ᠰᠤᠷᠤᠭᠰᠠᠨ ᠦᠨᠳᠦᠰᠦᠨ ᠬᠡᠯᠡ ᠴᠢᠬᠢᠨ ᠳ᠋ᠦ ᠮᠢᠨᠢ ᠭᠤᠨᠢᠭᠯᠠᠵᠤ ᠪᠤᠢ
ᠡᠭᠡᠰᠢᠩ ᠲᠤᠯᠤᠭᠠᠨ ᠴᠠᠭᠠᠨ ᠲᠤᠯᠤᠭᠠᠢ ᠬᠡᠯᠡ ᠶᠢ ᠮᠢᠨᠢ ᠬᠤᠷᠴᠠᠯᠠᠵᠦ ᠪᠤᠢ
ᠡᠨᠡᠬᠦ ᠵᠢᠷᠦᠬᠡᠨ ᠦ ᠬᠢᠯᠢᠢᠩ ᠤᠳᠤ ᠡᠨᠳᠡ ᠡᠴᠡ ᠪᠤᠴᠠᠯᠠᠵᠦ ᠪᠤᠢ
ᠡᠪᠦᠭᠡᠳ ᠦᠨ ᠲᠤᠭᠤᠷᠪᠢᠭᠰᠠᠨ ᠢᠷᠠᠭᠤ ᠨᠠᠢᠷᠠᠭ ᠤᠨ ᠤᠩᠭᠤᠳ ᠡᠬᠡ ᠬᠡᠯᠡ
ᠡᠳᠦᠷ ᠤᠨ ᠤᠳᠠᠭᠠᠨ ᠤᠨ ᠤ ᠤᠷᠤᠰᠬᠠᠯ ᠳᠤ ᠤᠴᠠᠷᠠᠭᠰᠠᠨ ᠬᠠᠷ᠎ᠠ ᠨᠢᠭᠦᠯ
ᠦᠷ᠎ᠡ ᠬᠤᠢᠴᠢᠰ ᠤᠨ ᠦᠪ ᠰᠤᠶᠤᠯ ᠤᠨ ᠬᠠᠶᠠᠭᠳᠠᠯ ᠭᠡᠭᠡᠭᠳᠡᠯ
ᠦᠷᠦᠭᠡᠯ ᠬᠠᠷᠢᠴᠤᠤᠯ ᠤᠨ ᠵᠠᠪᠰᠠᠷ ᠵᠠᠭᠠᠭ ᠤᠨ ᠲᠠᠯᠢᠮᠳᠠᠭᠤᠯᠤᠯ
ᠬᠠᠷᠠᠵᠦ ᠪᠠᠢ᠂ ᠬᠠᠷᠠᠵᠦ ᠪᠠᠢ᠂ ᠬᠠᠷᠠᠭᠠᠨ ᠳ᠋ᠦ ᠴᠢᠨᠢ ᠲᠤᠯᠵᠦ ᠪᠤᠢ
ᠮᠡᠳᠡᠵᠦ ᠪᠤᠢ᠂ ᠮᠡᠳᠡᠵᠦ ᠪᠤᠢ᠂ ᠮᠠᠨᠠᠢᠬᠢᠨ ᠳ᠋ᠦ ᠤᠳᠤ ᠢᠷᠡᠵᠦ ᠪᠤᠢ
ᠮᠠᠷᠭᠠᠰᠢ ᠶᠠᠮᠠᠷ ᠪᠤᠯᠠᠬᠤ ᠶᠢ ᠮᠠᠨᠤᠰ ᠦᠪᠡᠷᠰᠡᠳ ᠢᠶᠡᠨ ᠮᠡᠳᠡᠷᠡᠬᠦ ᠵᠦᠢᠯ
ᠮᠠᠨᠠᠨ ᠲᠠᠢ ᠨᠡᠢᠭᠡᠮ ᠳ᠋ᠦ ᠮᠠᠨ ᠤ ᠰᠠᠬᠢᠬᠤ ᠬᠢᠯᠢ᠂ ᠬᠡᠯᠡ᠂ ᠰᠤᠶᠤᠯ
ᠦᠨᠳᠦᠰᠦᠲᠡᠨ ᠦ ᠦᠭᠡ ᠬᠡᠯᠡ ᠦᠰᠦᠭ ᠪᠢᠴᠢᠭ ᠦᠪ ᠰᠤᠶᠤᠯ ᠤᠨ ᠰᠦᠯᠳᠡ
ᠡᠭᠦᠨ ᠢ ᠪᠡᠨ ᠪᠤᠰᠤᠳ ᠲᠤ ᠭᠠᠷᠳᠠᠭᠤᠯᠪᠠᠯ ᠶᠤᠰᠤᠲᠠᠢ ᠤᠰᠤᠨ ᠲᠡᠨᠡᠩ
ᠡᠨᠡ ᠳᠠᠭᠤᠨ ᠳᠤ ᠪᠢᠴᠢᠭᠳᠡᠬᠦ ᠬᠦᠰᠡᠯ ᠨᠠᠢᠳᠠᠯᠭ᠎ᠠ ᠬᠤᠯᠠ ᠶᠢᠨ ᠬᠠᠷᠢᠭᠤ ᠶᠢ
ᠬᠦᠮᠦᠰ ᠲᠠᠨᠠᠷ ᠦᠭᠡ ᠬᠡᠯᠡ ᠦᠰᠦᠭ ᠪᠢᠴᠢᠭ ᠡᠴᠡ ᠪᠡᠨ ᠬᠠᠢᠭᠠᠴᠢ᠃
ᠲᠦᠷᠦ ᠤᠯᠤᠰ ᠨᠢ ᠮᠦᠬᠦᠭᠡᠳ᠂ ᠪᠤᠰᠤᠳ ᠲᠤ ᠪᠤᠭᠤᠯᠴᠢᠯᠠᠭᠳᠠᠭᠰᠠᠨ ᠠᠷᠠᠳ ᠲᠦᠮᠡᠨ ᠬᠡᠷᠪᠡ ᠲᠦᠷᠦᠯᠬᠢ ᠬᠡᠯᠡ ᠪᠡᠨ ᠮᠠᠷᠲᠠᠭ᠎ᠠ ᠦᠭᠡᠢ᠂ ᠪᠠᠲᠦ ᠴᠡᠭᠡᠵᠢᠯᠡᠵᠦ ᠪᠠᠢᠭ᠎ᠠ ᠴᠠᠭ ᠲᠦ ᠱᠤᠷᠤᠩ ᠶᠢᠨ ᠡᠭᠦᠳᠡᠨ ᠤ ᠲᠦᠯᠬᠢᠭᠦᠷ ᠢ ᠠᠳᠬᠤᠵᠦ ᠪᠠᠢᠭ᠎ᠠ ᠲᠠᠢ ᠠᠳᠠᠯᠢ ᠶᠤᠮ ᠰᠢᠦ
ᠳᠠᠬᠢᠯᠲᠠ
ᠡᠬᠡ ᠤᠷᠤᠨ ᠢᠶᠠᠨ ᠮᠠᠭᠲᠠᠨ ᠳᠠᠭᠤᠯᠠᠶ᠎ᠠ᠂ ᠡᠬᠡ ᠬᠡᠯᠡ ᠪᠡᠨ ᠴᠦ ᠮᠠᠭᠲᠠᠨ ᠳᠠᠭᠤᠯᠠᠶ᠎ᠠ᠂
ᠡᠷᠭᠢᠵᠦ ᠤᠯᠳᠠᠬᠤ ᠦᠭᠡᠢ ᠡᠨᠡ ᠬᠤᠶᠠᠷ ᠢᠶᠠᠨ ᠦᠪᠡᠷ ᠢᠶᠡᠨ ᠪᠢᠳᠡ ᠬᠠᠮᠠᠭᠠᠯᠠᠶ᠎ᠠ
ᠡᠯ᠎ᠡ ᠲᠦᠷᠦ ᠶᠢᠨ ᠤᠷᠤᠭ᠎ᠠ ᠪᠤᠰᠬᠠᠭ᠎ᠠ ᠶᠢ ᠡᠯᠡᠭᠡᠨ ᠪᠠᠢᠵᠦ ᠦᠨᠦᠳᠦᠷ ᠪᠤᠯᠤᠭᠰᠠᠨ
ᠡᠵᠡᠮᠰᠢᠬᠦ ᠴᠢᠬᠤᠯᠠ ᠲᠠᠢ ᠦᠭᠡ ᠬᠡᠯᠡ ᠦᠰᠦᠭ ᠪᠢᠴᠢᠭ ᠢᠶᠠᠨ ᠬᠢᠮᠠᠭᠠᠳᠠᠬᠤ ᠪᠤᠯᠤᠭᠰᠠᠨ
ᠳᠤᠷᠠᠢᠲᠠᠯ᠎ᠠ ᠮᠤᠩᠭᠤᠯ ᠢᠶᠠᠷ ᠬᠡᠪᠯᠡᠭᠰᠡᠨ ᠮᠤᠩᠭᠤᠯ ᠨᠤᠮ ᠢᠶᠠᠨ ᠤᠩᠰᠢᠬᠤ ᠨᠢ ᠰᠠᠢᠬᠠᠨ
ᠲᠤᠳᠤᠷᠬᠠᠢ ᠮᠤᠩᠭᠤᠯ ᠢᠶᠠᠷ ᠬᠡᠯᠡᠵᠦ ᠤᠩᠰᠢᠵᠦ ᠪᠢᠴᠢᠵᠦ ᠴᠢᠳᠠᠬᠤ ᠨᠢ ᠰᠠᠢᠬᠠᠨ
ᠮᠤᠩᠭᠤᠯ ᠬᠦᠮᠦᠨ ᠦ ᠰᠠᠷᠠᠭᠤᠯ ᠤᠬᠠᠭᠠᠨ ᠡᠴᠡ ᠤᠨᠳᠤᠷᠤᠭᠰᠠᠨ ᠡᠨᠡ ᠪᠦᠬᠦ ᠵᠦᠢᠯ ᠳᠡᠭᠡᠳᠦ ᠶᠢᠨ ᠢᠶᠡᠨ ᠵᠤᠷᠰᠢᠯ ᠶᠤᠰᠤᠭᠠᠷ ᠤᠯᠠᠮᠵᠢᠯᠠᠵᠦ ᠶᠠᠪᠤᠬᠤ ᠨᠢ ᠪᠢᠳᠡᠨ ᠦ ᠬᠠᠤᠯᠢ
ᠬᠡᠯᠡ ᠪᠡᠨ ᠪᠢᠳᠡ ᠦᠪᠡᠷ ᠢᠶᠡᠨ ᠬᠢᠴᠢᠶᠡᠶ᠎ᠡ ᠦᠮᠴᠢᠯᠡᠬᠦ ᠡᠷᠬᠡ ᠶᠢᠨ ᠬᠢᠨᠢ ᠭᠠᠭᠴᠠ ᠡᠵᠡᠨ
ᠴᠡᠴᠡᠷᠡᠨ ᠲᠠᠭᠵᠢᠭᠰᠠᠨ ᠴᠠᠭ ᠮᠢᠴᠡ ᠳ᠋ᠦ ᠬᠡᠯᠡ ᠪᠡᠷ ᠢᠶᠡᠨ ᠲᠠᠨᠢᠬᠤ ᠪᠤᠯ ᠬᠠᠮᠤᠭ ᠡᠴᠦᠰ ᠦᠨ ᠵᠠᠪᠰᠢᠶᠠᠨ
ᠡᠷᠡᠭᠡᠯᠵᠡᠭᠡ ᠦᠭᠡᠢ ᠡᠬᠡ ᠬᠡᠯᠡ ᠪᠡᠨ ᠰᠤᠩᠭᠤᠨ ᠠᠮᠢᠳᠤᠷᠠᠵᠦ ᠶᠠᠪᠤᠬᠤ ᠪᠤᠯ ᠴᠤᠷ ᠤᠨ ᠭᠠᠭᠴᠠ ᠰᠤᠩᠭᠤᠯᠲᠠ
ᠡᠭᠦᠨ ᠢ ᠪᠡᠨ ᠳᠠᠩᠴᠦ ᠬᠦᠩᠭᠡᠯᠡᠵᠦ ᠦᠷᠦᠭᠡᠯ ᠦᠨ ᠢᠶᠡᠷ ᠳᠠᠩᠴᠦ ᠦᠩᠭᠡᠯᠡᠵᠦ
ᠤᠮᠤᠭᠰᠢᠯ ᠪᠤᠯᠭᠠᠬᠤ ᠪᠠᠭᠠᠵᠢ ᠪᠢᠰᠢ ᠳ᠋ᠠ ᠨᠡᠩ ᠴᠠᠭᠠᠰᠢ ᠪᠡᠨ ᠬᠠᠢᠷᠠᠯᠠᠵᠦ ᠦᠵᠡ ᠳ᠋ᠠ
ᠬᠠᠷᠢ ᠶᠢᠨ ᠭᠠᠳᠠᠭᠤᠷᠴᠢᠯᠠᠯ ᠳᠤ ᠳᠤᠷᠤᠮᠵᠢᠯᠠᠯ ᠠᠮᠰᠠᠵᠦ ᠶᠠᠭᠤᠨ ᠳᠤ ᠬᠠᠷᠢ ᠶᠢᠨ ᠢᠶᠡᠷ ᠠᠮᠢᠳᠤᠷᠠᠨ᠎ᠠ ᠭᠡᠵᠦ ᠳ᠋ᠠ
ᠮᠢᠨᠤ ᠳᠠᠭᠤᠤ ᠴᠢᠨᠦ ᠳᠠᠭᠤᠤ ᠪᠦᠬᠦ ᠮᠤᠩᠭᠤᠯ ᠤᠨ ᠬᠤᠩᠬᠤᠨ ᠳᠠᠭᠤ
ᠵᠢᠷᠦᠬᠡ ᠶᠢ ᠵᠦᠰᠦᠵᠦ ᠨᠢᠯᠪᠤᠰᠤ ᠤᠷᠤᠰᠴᠤ ᠮᠤᠩᠭᠤᠯ ᠤᠨ ᠮᠢᠨᠢ ᠴᠢᠰᠤ ᠲᠤᠰᠤᠯᠠᠵᠤ
ᠳᠠᠬᠢᠯᠳᠠ编辑于2023/12/15更新
更多>
喜欢【RedHill】您也可能喜欢TA们的歌词…
Copyright @2011 - 2025 www.9ku.com
九酷音乐网 版权所有
不提供下载及不提供任何下载链接,档案仅作低品质试听,本站充分的认识到保护音乐版权的重要性;
由于音乐来自网友通过共享上传,本站未及一一审核,如有侵犯版权请及时电邮并出示版权证明,我们将在24小时内删除。