Dursamj 思念 (2007)歌词

添加日期:2023-12-10 时长:04分06秒 歌手:M.N.T

ᠳᠤᠷᠠᠰᠤᠮᠵᠢ
ᠭᠠᠳᠠᠨ᠎ᠠ ᠵᠥᠭᠡᠯᠡᠨ ᠪᠤᠷᠥᠭ᠎ᠠ ᠠᠰᠬᠠᠷᠠᠵᠤ
ᠮᠢᠨᠤ ᠰᠡᠳᠬᠢᠯ ᠎ᠢ ᠦᠢᠮᠡᠷᠡᠭᠦᠯᠵᠦ᠍
ᠰᠡᠭᠦᠳᠡᠷ᠎ ᠎ᠢ ᠴᠢᠨᠢ ᠬᠠᠷᠠᠭᠰᠠᠭᠠᠷ
ᠴᠢᠮᠠᠶ᠋ᠢ ᠎ᠪᠠᠨ ᠳᠤᠷᠠᠰᠤᠯ᠎ᠠ
ᠦᠭᠭᠡᠷᠡᠵᠦ᠍ ᠤᠳᠤᠭᠰᠠᠨ ᠵᠢᠷᠭᠠᠯ
ᠵᠢᠷᠦᠬᠡᠨ ᠎ᠤ ᠮᠢᠨᠢ ᠭᠤᠨᠢᠭ ᠪᠣᠯᠵᠤ
ᠦᠨᠡᠨ ᠵᠢᠷᠦᠬᠡᠨ ᠎ᠤ ᠮᠢᠨᠢ ᠢᠲᠡᠬᠡᠯ ᠬᠠᠢᠷ᠎ᠠ
ᠡᠭᠦᠷᠢᠳᠡ ᠨᠠᠳᠠ᠎ ᠎᠎ᠡᠴᠡ ᠬᠣᠯᠠᠳᠤᠭᠰᠠᠨ
ᠴᠢ ᠨᠠᠳᠠ ᠎ᠡᠴᠡ ᠰᠠᠯᠬᠤ ᠎ᠶᠢ ᠪᠢ ᠬᠦᠰᠡᠭᠡ ᠦᠭᠡᠢ
ᠢᠲᠡᠬᠡᠵᠦ᠍ ᠪᠠᠢᠭᠰᠠᠨ ᠨᠠᠨᠳᠢᠨ ᠬᠠᠢᠷ᠎ᠠ
ᠡᠭᠦᠷᠢᠳᠡ ᠨᠠᠳᠠ᠎ ᠎ᠡᠴᠡ ᠬᠣᠯᠠᠳᠤᠭᠰᠠᠨ
ᠨᠠᠪᠴᠢᠰ ᠰᠢᠷᠭᠠᠯᠲᠤᠭᠰᠠᠭᠠᠷ ᠮᠢᠨᠤ ᠬᠠᠢᠷ᠎ᠠ᠎ ᠎ᠶᠢ ᠳᠠᠭᠠᠭᠤᠯᠤᠭᠰᠠᠭᠠᠷ
ᠨᠠᠮᠤᠷ᠎᠎ ᠤᠨ ᠲᠡᠭᠷᠢ ᠬᠦᠷᠲᠡᠯ᠎ᠡ ᠰᠡᠳᠬᠢᠯ ᠎᠎᠎ᠢ ᠣᠢᠳᠬᠠᠷᠠᠭᠤᠯᠵᠤ
ᠪᠣᠳᠣᠯ ᠎ᠤᠨ ᠭᠦᠨ ᠎᠎ᠳ᠋ᠦ᠍ ᠴᠠᠰᠤ ᠬᠠᠶᠠᠯᠠᠨ ᠳᠡᠩᠲᠡᠭᠦᠦ ᠳᠠᠭᠠᠷᠠᠭᠰᠠᠭᠠᠷ
ᠴᠢᠨᠤᠬᠢ ᠎ᠪᠠᠨ ᠬᠠᠯᠠᠭᠤᠨ ᠬᠠᠢᠷ᠎ᠠ ᠶᠢ ᠳᠤᠷᠠᠰᠤᠨ ᠰᠠᠭᠤᠨ᠎ᠠ
ᠴᠢ ᠨᠠᠳᠠ᠎ ᠡᠴᠡ ᠬᠣᠯᠠᠳᠤᠵᠣ ᠶᠠᠪᠤᠬᠤ᠎ ᠎᠎ᠳᠤ ᠪᠢ ᠴᠢᠨᠢ ᠰᠡᠳᠬᠢᠯ ᠎᠎᠎ᠢᠶᠠᠷ ᠎ᠢᠶᠠᠨ ᠤᠨᠠᠭᠰᠠᠨ
ᠴᠢᠨᠤ ᠬᠡᠯᠡᠭᠰᠡᠨ ᠬᠠᠲᠠᠭᠤ ᠦᠭᠡᠨ ᠳ᠋ᠦ᠍ ᠨᠢᠯᠪᠤᠰᠤ ᠳᠤᠰᠤᠯᠤᠭᠤᠯᠵᠤ ᠪᠠᠢᠭᠰᠠᠨ
ᠴᠢᠮ᠎ᠠ᠎ ᠡᠴᠡ ᠬᠦᠰᠡᠭᠰᠡᠨ ᠬᠠᠯᠠᠭᠤᠨ ᠬᠠᠢᠷ᠎ᠠ ᠮᠢᠨᠢ ᠨᠢᠭᠡᠨᠲᠡ ᠪᠤᠴᠠᠯ᠎ᠠ
ᠬᠠᠢᠷᠠᠯᠠᠵᠤ ᠪᠠᠢᠭᠰᠠᠨ ᠬᠠᠯᠠᠭᠤᠨ ᠵᠢᠷᠦᠬᠡᠨ ᠳ᠋ᠦ᠍ ᠪᠤᠷᠤᠭᠠᠨ ᠳᠤᠰᠤᠯᠠᠵᠤ ᠬᠦᠷᠦᠯ᠎ᠡ
ᠬᠠᠢᠷ᠎ᠠ ᠬᠦᠰᠡᠭᠡ ᠦᠭᠡᠢ ᠬᠠᠢᠷ᠎ᠠ ᠬᠦᠰᠡᠭᠡ ᠦᠭᠡᠢ
ᠡᠷᠭᠢᠵᠦ᠍ ᠢᠷᠡᠬᠦ᠌᠎ ᠎ᠶᠢ ᠪᠢ ᠴᠢᠨᠢ ᠬᠦᠰᠡᠭᠡ ᠦᠭᠡᠢ
ᠳᠠᠬᠢᠵᠤ ᠴᠢᠮᠠᠶ᠋ᠢ ᠬᠠᠢᠷᠠᠯᠠᠬᠤ ᠦᠭᠡᠢ ᠴᠢᠨᠤ ᠡᠮᠦᠨ᠎ᠡ ᠨᠢᠯᠪᠤᠰᠤ ᠤᠨᠠᠭᠠᠨ
ᠴᠢᠮ᠎ᠠ᠎ ᠡᠴᠡ ᠠᠭᠤᠴᠢᠯᠠᠯ ᠬᠦᠰᠡᠬᠦ᠌ ᠦᠭᠡᠢ
ᠴᠢᠮᠠᠳᠤ ᠭᠣᠮᠣᠳᠠᠵᠤ ᠪᠡᠶ᠎ᠡ᠎ ᠳ᠋ᠡᠭᠡᠨ ᠳᠠᠬᠢᠵᠤ ᠵᠤᠪᠠᠯᠠᠩ ᠡᠷᠢᠬᠦ᠌ ᠦᠭᠡᠢ
ᠬᠠᠮᠲᠤ᠌ ᠳ᠋ᠠᠭᠠᠨ ᠪᠠᠢᠬᠤ ᠳ᠋ᠦ᠍ ᠵᠢᠷᠭᠠᠯ ᠲᠠᠢ
ᠬᠠᠭᠠᠴᠠᠵᠤ ᠰᠠᠯᠤᠭᠰᠠᠨ ᠡᠳᠦᠷ᠎ ᠎ᠡᠴᠡ ᠬᠤᠢᠰᠢ
ᠮᠡᠯᠮᠡᠢ ᠳ᠋ᠦ᠍ ᠪᠦᠷᠳᠡᠯᠵᠡᠬᠦ᠌ ᠭᠤᠨᠢᠭ ᠤᠨ ᠨᠢᠯᠪᠤᠰᠤ
ᠮᠠᠷᠲᠠᠵᠤ ᠴᠢᠳᠠᠬᠤ ᠦᠭᠡᠢ ᠠᠩᠬᠠᠨ ᠎ᠤ ᠬᠠᠢᠷ᠎ᠠ
ᠬᠠᠪᠤᠷ᠎ ᠤᠨ ᠠᠩᠬᠠᠨ ᠎ᠤ ᠳᠡᠯᠪᠡᠭᠡᠨ ᠳ᠋ᠦ᠍
ᠬᠠᠷᠠᠴᠠᠨ ᠳ᠋ᠦ᠍ ᠲᠣᠳᠤᠷᠠᠬᠤ ᠳᠤᠷᠠᠰᠤᠮᠵᠢ ᠬᠠᠢᠷ᠎ᠠ
ᠠᠮᠠᠷᠠᠭ ᠴᠢᠮᠠᠳᠠᠭᠠᠨ ᠬᠠᠢᠷᠠᠲᠠᠢ ᠪᠠᠢᠭᠰᠠᠨ ᠎ᠶᠢᠨ
ᠠᠮᠢᠨ ᠵᠢᠷᠦᠬᠡᠨ ᠳ᠋ᠠᠭᠡᠨ ᠮᠡᠳᠡᠷᠡᠯ᠎ᠡ
ᠴᠢ ᠨᠠᠳᠠ᠎ ᠡᠴᠡ ᠰᠠᠯᠬᠤ ᠎ᠶᠢ ᠪᠢ ᠬᠦᠰᠡᠭᠡ ᠦᠭᠡᠢ
ᠢᠳᠡᠭᠡᠵᠤ ᠪᠠᠢᠭᠰᠠᠨ ᠨᠠᠨᠳᠢᠨ ᠬᠠᠢᠷ᠎ᠠ
ᠡᠭᠦᠷᠢᠳᠡ ᠨᠠᠳᠠ᠎ ᠡᠴᠡ ᠬᠤᠯᠠᠳᠤᠭᠰᠠᠨ
ᠨᠠᠪᠴᠢᠰ ᠰᠢᠷᠭᠠᠯᠳᠤᠭᠰᠠᠭᠠᠷ ᠮᠢᠨᠤ ᠬᠠᠢᠷ᠎ᠠ ᠎ᠶᠢ ᠳᠠᠭᠠᠭᠤᠯᠤᠭᠰᠠᠭᠠᠷ
ᠨᠠᠮᠤᠷ᠎ ᠤᠨ ᠲᠡᠭᠷᠢ ᠬᠦᠷᠲᠡᠯ᠎ᠡ ᠰᠡᠳᠬᠢᠯ ᠎ᠢ ᠣᠢᠳᠬᠠᠷᠠᠭᠤᠯᠵᠤ
ᠪᠣᠳᠣᠯ᠎ ᠤᠨ ᠮᠢᠨᠢ ᠭᠦᠨ ᠳ᠋ᠦ᠍ ᠴᠠᠰᠤ ᠬᠠᠶᠠᠯᠠᠨ ᠳᠡᠩᠳᠡᠭᠦᠦ ᠳᠠᠭᠠᠷᠠᠭᠰᠠᠭᠠᠷ
ᠴᠢᠨᠦᠬᠢ᠎ ᠪᠡᠨ ᠬᠠᠯᠠᠭᠤᠨ ᠬᠠᠢᠷ᠎ᠠ ᠎ᠶᠢ ᠳᠤᠷᠠᠰᠤᠨ ᠰᠠᠭᠤᠨ᠎ᠠ
ᠨᠠᠪᠴᠢᠰ ᠰᠢᠷᠭᠠᠯᠳᠤᠭᠰᠠᠭᠠᠷ ᠮᠢᠨᠦ᠍ ᠬᠠᠢᠷ᠎ᠠ ᠎ᠶᠢ ᠳᠤᠷᠠᠰᠤᠨ ᠰᠠᠭᠤᠨ᠎ᠠ
ᠨᠠᠮᠤᠷ᠎ ᠤᠨ ᠲᠡᠭᠷᠢ ᠬᠦᠷᠲᠡᠯ᠎ᠡ ᠰᠡᠳᠬᠢᠯ ᠎ᠢ ᠣᠢᠳᠬᠠᠷᠠᠭᠤᠯᠵᠤ
ᠪᠣᠳᠣᠯ᠎ ᠤᠨ ᠮᠢᠨᠢ ᠭᠦᠨ ᠳ᠋ᠦ᠍ ᠴᠠᠰᠤ ᠬᠠᠶᠠᠯᠠᠨ ᠳᠡᠩᠳᠡᠭᠦᠦ ᠳᠠᠭᠠᠷᠠᠭᠰᠠᠭᠠᠷ
ᠴᠢᠨᠦᠬᠢ᠎ ᠪᠡᠨ ᠬᠠᠯᠠᠭᠤᠨ ᠬᠠᠢᠷ᠎ᠠ ᠎ᠶᠢ ᠳᠤᠷᠠᠰᠤᠨ ᠰᠠᠭᠤᠨ᠎ᠠ编辑于2023/12/10更新
更多>

人气推荐

更多>

喜欢【M.N.T】您也可能喜欢TA们的歌词…

更多>

最新歌词

Copyright @2011 - 2024 www.9ku.com
九酷音乐网 版权所有
ICP备案:黑ICP备2023008593号-1